阿巴嘎旗人民检察院
起 诉 书
阿检一部刑诉〔2020〕6号
ᠵᠠᠭᠠᠯᠳᠤᠭᠳᠠᠭᠴᠢ᠄ **᠂ ᠡᠷᠡᠭᠳᠡᠢ᠂ 1971 ᠤᠨ ᠤ ** ᠰᠠᠷᠠ ᠶᠢᠨ ** ᠤ ᠡᠳᠦᠷ ᠲᠦᠷᠦᠵᠡᠢ᠂ ᠪᠡᠶᠠ ᠶᠢᠨ ᠦᠨᠡᠮᠯᠡᠯ ᠤᠨ ᠨᠤᠮᠧᠷ 1525221971********᠂ ᠮᠤᠩᠭᠤᠯ ᠦᠨᠳᠦᠰᠦᠲᠡᠨ᠂ ᠪᠠᠭᠠ ᠰᠤᠷᠭᠠᠭᠤᠯᠢ ᠶᠢᠨ ᠰᠣᠶᠣᠯ ᠲᠠᠢ᠂ ᠮᠠᠯᠴᠢᠨ᠃ ᠤᠭ ᠨᠤᠳᠤᠭ ᠠᠪᠠᠭᠠ ᠬᠤᠰᠢᠭᠤ᠂ ᠪᠠᠷᠢᠪᠴᠢᠯᠠᠬᠳᠠᠬᠤ ᠠᠴᠠ ᠡᠮᠦᠨᠡ ᠠᠪᠠᠭᠠ ᠬᠤᠰᠢᠭᠤᠨ ᠤ ** ᠪᠠᠯᠭᠠᠰᠤᠨ ᠤ ** ᠭᠠᠴᠠᠭᠠᠨ ᠳᠤ ᠰᠠᠭᠤᠵᠤ ᠪᠠᠶᠢᠪᠠ᠃ 1994 ᠣᠨ ᠤ 9 ᠰᠠᠷᠠ ᠳᠤ ᠵᠣᠷᠢᠭᠤᠳᠠ ᠰᠢᠷᠬᠠᠲᠠᠭᠤᠯᠤᠬᠰᠠᠨ ︵ᠦᠬᠦᠭᠦᠯᠦᠭᠰᠡᠨ︶ᠶᠠᠯᠠ ᠪᠠᠷ ᠰᠢᠯᠢ ᠶᠢᠨ ᠭᠤᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠬᠦᠬᠦ ᠬᠤᠷᠢᠶᠠᠨ ᠳᠤ ᠬᠤᠭᠤᠴᠠᠭᠠ ᠦᠭᠡᠢ ᠬᠤᠷᠢᠬᠤ ᠪᠠᠷ ᠰᠢᠳᠭᠡᠭᠳᠡᠵᠦ᠂ 2009 ᠣᠨ ᠤ 2 ᠰᠠᠷᠠ ᠳᠤ ᠡᠷᠡᠭᠦᠦ ᠶᠢᠨ ᠬᠤᠭᠤᠴᠠᠭᠠ ᠨᠢ ᠭᠦᠢᠴᠡᠵᠦ ᠰᠤᠯᠠᠯᠠᠬᠳᠠᠪᠠ᠃ 2019 ᠤᠨ ᠤ 11 ᠰᠠᠷᠠ ᠶᠢᠨ 18 ᠤ ᠡᠳᠦᠷ ᠬᠤᠯᠠᠭᠠᠶᠢᠯᠠᠬᠰᠠᠨ ᠬᠡᠷᠡᠭ ᠤᠨ ᠰᠡᠵᠢᠭᠯᠡᠯ ᠢᠶᠠᠷ ᠠᠪᠠᠭᠠ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠳᠤ ᠡᠷᠡᠬᠦᠦ ᠶᠢᠨ ᠲᠦᠷ ᠬᠤᠷᠢᠯᠲᠠ ᠪᠠᠷ ᠬᠤᠷᠢᠬᠳᠠᠵᠤ᠂ 2019 ᠤᠨ ᠤ 12 ᠰᠠᠷᠠ ᠶᠢᠨ 2 ᠤᠨ ᠡᠳᠦᠷ ᠮᠠᠨ ᠤ ᠬᠤᠷᠢᠶᠠᠨ ᠤ ᠵᠦᠪᠰᠢᠶᠡᠷᠡᠯ ᠢᠶᠠᠷ ᠠᠪᠠᠭᠠ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠳᠤ ᠬᠠᠤᠯᠢ ᠶᠣᠰᠣᠭᠠᠷ ᠪᠠᠷᠢᠪᠴᠢᠯᠠᠬᠲᠠᠪᠡ᠃
ᠲᠣᠰ ᠬᠡᠷᠡᠭ ᠢ ᠠᠪᠠᠭᠠ ᠬᠤᠰᠢᠭᠤᠨ ᠤ ᠲᠤᠳᠤᠭᠠᠳᠦ ᠶᠢ ᠬᠠᠮᠠᠭᠠᠯᠠᠬᠤ ᠲᠣᠪᠴᠢᠶᠠᠨ ᠤ ᠬᠢᠨ ᠮᠥᠷᠳᠡᠨ ᠪᠠᠶᠢᠴᠠᠭᠠᠵᠤ ᠳᠠᠭᠤᠰᠬᠠᠭᠠᠳ ᠵᠠᠭᠠᠯᠳᠤᠭᠳᠠᠭᠴᠢ ** ᠶᠢ ᠬᠤᠯᠠᠭᠠᠶᠢᠯᠠᠬᠰᠠᠨ ᠶᠠᠯᠠ ᠪᠠᠷ 2020 ᠣᠨ ᠤ 2 ᠰᠠᠷᠠ ᠶᠢᠨ 11 ᠤ ᠡᠳᠦᠷ ᠮᠠᠨ ᠤ ᠬᠤᠷᠢᠶᠠᠨ ᠳᠤ ᠡᠬᠢᠯᠡᠨ ᠵᠠᠭᠠᠯᠳᠤᠬᠤ ᠪᠠᠷ ᠰᠢᠯᠵᠢᠭᠦᠯᠦᠨ ᠢᠷᠡᠭᠦᠯᠦᠭᠰᠡᠨ ᠪᠠᠶᠢᠨᠠ᠃ ᠮᠠᠨ ᠤ ᠬᠤᠷᠢᠶᠠ ᠨᠢ ᠡᠪᠬᠡᠮᠡᠯ ᠢ ᠭᠠᠷᠳᠠᠨ ᠠᠪᠣᠭᠰᠠᠨ ᠤ ᠳᠠᠷᠠᠭᠠ 2 ᠰᠠᠷᠠ ᠶᠢᠨ 11 ᠤ ᠡᠳᠦᠷ ᠵᠠᠭᠠᠯᠳᠤᠭᠳᠠᠭᠴᠢ ᠳᠤ ᠥᠮᠥᠭᠯᠡᠭᠴᠢ ᠵᠠᠯᠠᠬᠤ ᠡᠷᠬᠡ ᠲᠠᠢ ᠭᠡᠵᠦ ᠮᠡᠳᠡᠭᠳᠡᠬᠦ ᠶᠢᠨ ᠬᠠᠮᠲᠤ ᠶᠠᠯᠠ ᠪᠠᠨ ᠮᠡᠳᠡᠷᠡᠵᠦ ᠰᠢᠳᠬᠡᠯ ᠢ ᠬᠦᠯᠢᠶᠡᠬᠦ ᠶᠢᠨ ᠬᠠᠤᠯᠢ ᠶᠢᠨ ᠦᠷᠡ ᠨᠥᠯᠥᠭᠡ ᠶᠢ ᠮᠡᠳᠡᠭᠳᠡᠵᠦ᠂ ᠬᠤᠤᠷᠯᠠᠬᠲᠠᠠᠬᠴᠢ ᠳᠤ ᠵᠠᠷᠭᠤ ᠶᠢᠨ ᠲᠦᠯᠦᠭᠡᠨ ᠤ ᠬᠦᠮᠦᠨ ᠵᠠᠯᠠᠬᠤ ᠡᠷᠭᠡ ᠲᠠᠢ ᠭᠡᠵᠤ ᠮᠡᠳᠡᠭᠳᠡᠪᠡ᠃ ᠬᠠᠤᠯᠢ ᠶᠢᠨ ᠲᠣᠭᠲᠠᠭᠠᠯ ᠶᠣᠰᠤᠭᠠᠷ ᠵᠠᠭᠠᠯᠳᠤᠭᠳᠠᠭᠴᠢ ᠶᠢ ᠰᠢᠭᠦᠨ ᠠᠰᠠᠭᠤᠵᠤ᠂ ᠵᠠᠭᠠᠯᠳᠣᠭᠳᠠᠭᠴᠢ ᠪᠠ ᠵᠢᠵᠢᠭᠦᠷᠯᠡᠭᠴᠢ ᠬᠠᠤᠯᠢᠴᠢ ᠶᠢᠨ ᠰᠠᠨᠠᠯ ᠢ ᠰᠣᠨᠣᠰᠴᠣ᠂ ᠪᠦᠬᠦ ᠬᠡᠷᠡᠭ ᠤᠨ ᠮᠠᠲ᠋ᠧᠷᠢᠶᠠᠯ ᠢ ᠬᠢᠨᠠᠨ ᠪᠠᠶᠢᠴᠠᠭᠠᠪᠠ᠃ ᠲᠤᠰ ᠬᠤᠷᠢᠶᠡ 2020 ᠤᠨ ᠤ 3 ᠰᠠᠷᠠ ᠶᠢᠨ 24 ᠤ ᠡᠳᠦᠷ ᠲᠤᠷᠰᠢᠨ ᠪᠠᠶᠢᠴᠠᠭᠠᠬᠤ ᠪᠠᠶᠢᠭᠤᠯᠭᠠ ᠳᠤ ᠨᠦᠬᠦᠪᠦᠷᠢᠯᠡᠨ ᠲᠤᠷᠰᠢᠨ ᠪᠠᠶᠢᠴᠠᠭᠠᠯᠭᠠᠬᠤ ᠪᠠᠷ ᠪᠤᠴᠠᠭᠠᠵᠤ᠂ ᠲᠤᠷᠰᠢᠨ ᠪᠠᠶᠢᠴᠠᠭᠠᠬᠤ ᠪᠠᠶᠢᠭᠤᠯᠭᠠ 2020 ᠤᠨ ᠤ 4 ᠰᠠᠷᠠ ᠶᠢᠨ 23 ᠤ ᠡᠳᠦᠷ ᠨᠦᠭᠦᠪᠦᠷᠢᠯᠡᠨ ᠪᠠᠶᠢᠴᠠᠭᠠᠭᠠᠳ ᠲᠠᠬᠢᠨ ᠮᠡᠳᠡᠭᠦᠯᠪᠡ᠃ ᠮᠠᠨ ᠤ ᠬᠤᠷᠢᠶᠠ 2020 ᠤᠨ ᠤ 3 ᠰᠠᠷᠠ ᠶᠢᠨ 11 ᠤ ᠡᠳᠦᠷ ᠬᠠᠤᠯᠢ ᠶᠤᠰᠤᠭᠠᠷ ᠵᠠᠭᠠᠯᠲᠤᠯᠭᠠ ᠶᠢ ᠬᠢᠨᠠᠨ ᠪᠠᠶᠢᠴᠠᠭᠠᠬᠤ ᠬᠤᠭᠤᠴᠠᠭᠠ ᠶᠢ ᠨᠢᠭᠡ ᠤᠳᠠᠭᠠ ᠤᠷᠳᠣᠳᠬᠠᠪᠠ᠃ ᠵᠠᠭᠠᠯᠳᠤᠭᠳᠠᠭᠴᠢ ** ᠳᠦᠭᠦᠮ ᠵᠢᠷᠤᠮ ᠢ ᠬᠡᠷᠡᠭᠯᠡᠵᠦ ᠰᠢᠭᠦᠨ ᠲᠠᠰᠤᠯᠬᠤ ᠶᠢ ᠵᠥᠪᠰᠢᠶᠡᠷᠡᠪᠡ᠃
ᠬᠢᠨᠠᠨ ᠪᠠᠶᠢᠴᠠᠭᠠᠵᠤ ᠲᠣᠲᠣᠯᠠᠭᠰᠠᠨ ᠢᠶᠠᠷ᠄ 2019 ᠣᠨ ᠤ 11 ᠰᠠᠷᠠ ᠶᠢᠨ 11 ᠤ ᠡᠳᠦᠷ ᠤᠨ ᠦᠳᠡ ᠶᠢᠨ ᠡᠮᠦᠨᠡ᠂ ᠵᠠᠭᠠᠯᠳᠤᠬᠳᠠᠬᠴᠢ **᠂ ᠬᠤᠤᠷᠯᠠᠬᠲᠠᠬᠴᠢ ** ᠶᠢᠨ ᠪᠡᠯᠴᠢᠭᠡᠷ ᠲᠡᠭᠡᠨ ᠪᠠᠶᠢᠬᠰᠠᠨ ᠳᠦᠷᠪᠡᠨ ᠦᠬᠡᠷ ᠢ ᠦᠪᠡᠷ ᠤᠨ ᠲᠤᠤᠷ ᠳᠤ ᠪᠠᠨ ᠲᠠᠭᠤᠨ ᠤᠷᠤᠭᠤᠯᠤᠬᠰᠠᠨ ᠤ ᠲᠠᠷᠠᠭᠠ ᠦᠬᠡᠷ ᠤᠨ ᠮᠠᠶᠢᠮᠠᠶᠢᠴᠢᠨ ᠯᠢ ** ᠲᠠᠢ ᠬᠠᠷᠢᠴᠠᠨ᠂ ᠯᠢ ** ᠥᠭᠡᠷᠡ ᠨᠢᠭᠡ ᠦᠬᠡᠷ ᠤᠨ ᠮᠠᠶᠢᠮᠠᠶᠢᠴᠢᠨ ᠯᠢ ** ᠪᠤᠯᠤᠨ ᠮᠠᠯᠴᠢᠨ ᠰ ** ᠲᠠᠢ ** ᠶᠢᠨ ᠬᠤᠳᠲᠤᠭ ᠲᠡᠭᠡᠷᠡ ᠬᠦᠷᠴᠦ ᠦᠬᠡᠷ ᠢ ᠦᠵᠡᠵᠦ᠂ ᠨᠢᠭᠡ ᠦᠬᠡᠷ ᠢ 10500 ᠲᠦᠬᠦᠷᠢᠭ ᠢᠶᠠᠷ ᠳᠦᠷᠪᠡᠨ ᠦᠬᠡᠷ ᠢ ᠨᠡᠶᠢᠲᠡ 42000 ᠲᠦᠭᠦᠷᠢᠭ ᠢᠶᠠᠷ ᠬᠤᠳᠠᠯᠳᠤᠨ ᠠᠪᠴᠤ᠂ ** ᠲᠦᠷᠪᠡᠨ ᠦᠬᠡᠷ ᠢ ᠰ ** ᠶᠢᠨ ᠭᠠᠳᠠᠨᠠ ᠬᠦᠭᠡᠭᠡᠵᠦ ᠬᠦᠷᠭᠡᠨ᠂ ᠯᠢ ** ᠰ ** ᠶᠢᠨ ᠭᠡᠷ ᠲᠤ ** ᠳᠤ ᠨᠡᠶᠢᠲᠡ 42000 ᠲᠦᠭᠦᠷᠢᠭ ᠪᠡᠯᠡᠨ ᠵᠤᠭᠤᠰ ᠥᠭᠪᠡ᠃ ᠠᠪᠠᠭᠠ ᠬᠤᠰᠢᠭᠤᠨ ᠤ ᠦᠨᠡ ᠬᠠᠩᠰᠢ ᠶᠢᠨ ᠬᠢᠨᠡᠨ ᠲᠤᠬᠲᠠᠭᠠᠯᠲᠠ ᠶᠢᠨ ᠲᠥᠪ ᠠᠴᠠ ᠬᠤᠯᠠᠭᠠᠶᠢᠯᠠᠬᠰᠠᠨ ᠲᠦᠷᠪᠡᠨ ᠦᠬᠡᠷ ᠨᠠᠶᠢᠳᠠ 51000 ᠲᠦᠬᠦᠷᠢᠭ ᠢᠶᠠᠷ ᠦᠨᠠᠯᠡᠪᠡ᠃
ᠳᠡᠭᠡᠷᠡᠬᠢ ᠪᠣᠳᠠᠲᠤ ᠬᠡᠷᠡᠭ ᠢ ᠭᠡᠷᠡᠴᠢᠯᠡᠬᠦ ᠭᠡᠷᠡᠴᠢ ᠪᠠᠷᠢᠮᠲᠠ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠬᠤᠤᠷᠯᠠᠬᠲᠠᠬᠴᠢ ᠶᠢᠨ ᠲᠤᠭᠠᠴᠢᠯᠲᠠ᠂ ᠭᠡᠷᠡᠴᠢᠯᠡᠭᠴᠢ ᠶᠢᠨ ᠭᠡᠷᠡᠴᠢ ᠦᠭᠡ᠂ ᠦᠨᠡ ᠬᠠᠩᠰᠢ ᠶᠢᠨ ᠬᠢᠨᠡᠨ ᠳᠤᠬᠲᠠᠭᠠᠯᠲᠠ ᠪᠠ ᠵᠠᠭᠠᠯᠳᠤᠭᠳᠠᠭᠴᠢ ᠶᠢᠨ ᠠᠮᠠᠨ ᠦᠴᠢᠭ ᠵᠡᠷᠭᠡ ᠪᠠᠶᠢᠨᠠ ᠃
ᠳᠡᠭᠡᠷᠡᠬᠢ ᠭᠡᠷᠡᠴᠢ ᠪᠠᠷᠢᠮᠲᠠ ᠶᠢ ᠴᠤᠭᠯᠠᠭᠤᠯᠤᠭᠰᠠᠨ ᠵᠢᠷᠤᠮ ᠨᠢ ᠬᠠᠤᠯᠢ ᠶᠢᠨ ᠲᠣᠭᠲᠠᠭᠠᠯ ᠳᠤ ᠨᠡᠶᠢᠴᠡᠵᠦ᠂ ᠠᠭᠤᠯᠭᠠ ᠨᠢ ᠪᠤᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠦ ᠳᠡᠶᠢᠯᠦᠨᠡ᠃ ᠵᠠᠭᠠᠯᠳᠤᠭᠳᠠᠭᠴᠢ ** ᠵᠠᠭᠠᠯᠲᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠲᠠ ᠳᠤ ᠰᠠᠨᠠᠯ ᠦᠭᠡᠢ᠂ ᠰᠠᠶᠢᠨ ᠳᠤᠷᠠ ᠠᠴᠠ ᠪᠠᠨ ᠶᠠᠯᠠ ᠪᠠᠨ ᠮᠡᠳᠡᠷᠡᠵᠦ᠂ ᠰᠢᠳᠭᠡᠯ ᠢ ᠬᠦᠯᠢᠶᠡᠨᠡ᠃
ᠮᠠᠨ ᠤ ᠬᠤᠷᠢᠶᠠᠨ ᠤ ᠦᠵᠡᠬᠦ ᠪᠠᠷ ᠵᠠᠭᠠᠯᠳᠤᠭᠳᠠᠭᠴᠢ **ᠤᠯᠤᠰ ᠤᠨ ᠬᠠᠤᠯᠢ ᠴᠠᠭᠠᠵᠠ ᠶᠢ ᠬᠠᠶᠢᠬᠤᠷᠬᠤ ᠦᠭᠡᠢ᠂ ᠨᠢᠭᠤᠴᠠ ᠪᠠᠷ ᠪᠤᠰᠣᠳ ᠤᠨ ᠡᠳ᠋ ᠬᠦᠷᠦᠩᠭᠡ ᠶᠢ ᠬᠤᠯᠠᠭᠠᠶᠢᠯᠠᠵᠤ ᠬᠤᠯᠠᠭᠠᠶᠢᠯᠠᠭᠰᠠᠨ ᠲᠤᠭᠠ ᠨᠤᠷᠮᠡ ᠨᠢ ᠳᠤᠩ ᠶᠡᠭᠡ ᠪᠠᠶᠢᠵᠤ᠂ ᠦᠢᠯᠡ ᠠᠵᠢᠯᠯᠠᠭᠠ ᠨᠢ ᠨᠢᠭᠡᠨᠲᠡ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠶᠠᠷ ᠵᠠᠭᠤ ᠵᠢᠷᠠᠨ ᠲᠦᠷᠪᠡᠳᠦᠭᠡᠷ ᠵᠦᠢᠯ᠂ ᠵᠢᠷᠠᠨ ᠳᠣᠯᠣᠳᠤᠭᠠᠷ ᠵᠦᠢᠯ ᠳᠤ ᠬᠠᠯᠳᠠᠵᠤ᠂ ᠪᠣᠳᠠᠲᠤ ᠬᠡᠷᠡᠭ ᠨᠢ ᠲᠣᠳᠣᠷᠬᠠᠢ᠂ ᠭᠡᠷᠡᠴᠢ ᠪᠠᠷᠢᠮᠲᠠ ᠨᠢ ᠪᠦᠷᠢᠨ ᠭᠦᠢᠴᠡᠳ ᠪᠣᠯᠬᠤᠷ ᠬᠤᠯᠠᠭᠠᠶᠢᠯᠠᠬᠰᠠᠨ ᠶᠠᠯᠠ ᠪᠠᠷ ᠡᠷᠡᠭᠦᠦ ᠶᠢᠨ ᠬᠠᠷᠢᠭᠤᠴᠠᠯᠭᠠ ᠨᠡᠬᠡᠮᠵᠢᠯᠡᠬᠦ ᠶᠣᠰᠣᠲᠠᠢ᠃ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠵᠠᠷᠭᠤ ᠶᠢᠨ ᠬᠠᠤᠯᠢ︾ ᠶᠢᠨ ᠵᠠᠭᠤ ᠳᠠᠯᠠᠨ ᠵᠢᠷᠭᠤᠳᠤᠭᠠᠷ ᠵᠦᠢᠯ ᠤᠨ ᠲᠣᠭᠲᠠᠭᠠᠯ ᠢ ᠦᠨᠳᠦᠰᠦᠯᠡᠨ ᠲᠠᠨ ᠤ ᠬᠤᠷᠢᠶᠠᠨ ᠳᠤ ᠠᠯᠪᠠᠨ ᠵᠠᠭᠠᠯᠳᠤᠯᠭᠠ ᠪᠠᠨ ᠳᠡᠪᠰᠢᠭᠦᠯᠦᠶᠡ᠃ ᠬᠠᠤᠯᠢ ᠶᠣᠰᠣᠭᠠᠷ ᠶᠠᠯᠠᠳᠠᠬᠤ ᠪᠤᠯᠪᠠᠤ︕
ᠡᠭᠦᠨ ᠤ ᠲᠤᠯᠠ
ᠠᠪᠠᠭᠠ ᠬᠤᠰᠢᠭᠤᠨ ᠤ ᠠᠷᠠᠳ ᠤᠨ ᠰᠢᠭᠦᠬᠦ ᠬᠤᠷᠢᠶᠠᠨ ᠳᠤ
ᠪᠠᠶᠢᠴᠠᠭᠠᠭᠴᠢ᠄ ***
2020 ᠣᠨ ᠤ 5 ᠰᠠᠷᠠ ᠶᠢᠨ 14 ᠤ ᠡᠳᠦᠷ
ᠳᠠᠭᠠᠯᠳᠤᠭᠤᠯᠤᠯ᠄
1. ᠵᠠᠭᠠᠯᠳᠣᠭᠳᠠᠭᠴᠢ ** ᠣᠳᠤ ᠠᠪᠠᠭᠠ ᠬᠤᠰᠢᠭᠤᠨ ᠤ ᠰᠠᠬᠢᠨ ᠬᠤᠷᠢᠬᠤ ᠭᠠᠵᠠᠷ ᠬᠤᠷᠢᠬᠲᠠᠵᠤ ᠪᠤᠢ᠃
2. ᠬᠡᠷᠡᠭ ᠤᠨ ᠡᠪᠬᠡᠮᠡᠯ ᠬᠤᠶᠡᠷ ᠳᠡᠪᠲᠡᠷ᠃
3. ᠭᠡᠷᠡᠴᠢᠯᠡᠭᠴᠢ ᠶᠢᠨ ᠨᠡᠷᠡᠰ ᠨᠢᠭᠡ ᠬᠤᠪᠢ᠃
4. ᠬᠡᠷᠡᠭ ᠲᠤ ᠬᠤᠯᠪᠤᠭᠳᠠᠭᠰᠠᠨ ᠡᠳ᠋ ᠮᠦᠩᠭᠦ 48746 ᠲᠦᠬᠦᠷᠢᠭ
评论
成为第一个评论者
发表评论
评论