ᠠᠷᠠᠳ ᠤᠨ ᠪᠠᠶᠢᠴᠠᠭᠠᠬᠤ ᠬᠤᠷᠢᠶᠠ ᠶᠢᠨ
阿拉善右旗人民检察院
ᠵᠠᠭᠠᠯᠳᠤᠬᠤ ᠪᠢᠴᠢᠭ
起 诉 书
2020 17 ᠳ᠋ᠤᠭᠠᠷ
ᠵᠠᠭᠠᠯᠳᠤᠭᠳᠠᠭᠴᠢ ᠬᠦᠮᠥᠨ ᠰᠦᠨ ᠤᠪᠤᠭᠳᠤ 1971 ** ** ᠪᠠᠯᠠᠢ 1529221971******** ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠯᠠᠱᠨ ᠪᠠᠷᠠᠭᠤᠨ ᠬᠤᠰᠢᠭᠤᠨ ᠤ ** ᠭᠠᠴᠠᠭᠠᠨ ᠤ ** ᠨᠣᠮᠧᠷ ᠡᠳᠦᠭᠡ ᠰᠠᠭᠤᠭᠠ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠯᠠᠱᠨ ᠪᠠᠷᠠᠭᠤᠨ ᠬᠤᠰᠢᠭᠤᠨ ᠤ ** ᠪᠠᠯᠭᠠᠰᠤᠨ ᠳᠦ ᠰᠠᠭᠤᠵᠤ ᠪᠠᠶᠢᠨᠠ ᠲᠦᠷᠦᠭᠦᠦ ᠰᠢᠢᠳᠭᠡᠯ ᠦᠭᠡᠢ 2020 3 12 ᠰᠡᠵᠢᠭᠯᠡᠭᠳᠡᠵᠦ ᠂ ᠠᠯᠠᠱᠠ ᠪᠠᠷᠠᠭᠤᠨ ᠬᠤᠰᠢᠭᠤᠨ ᠲᠤᠳᠤᠭᠠᠳᠤ ᠶᠢ ᠬᠠᠮᠠᠭᠠᠯᠠᠬᠤ ᠲᠤᠪᠴᠢᠶᠡ ᠡᠴᠡ ᠰᠢᠭᠦᠯᠳᠠ ᠶᠢ ᠬᠦᠯᠢᠶᠡᠯᠭᠡᠪᠡ 2020 7 22 ᠠᠯᠠᠱᠠ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠ ᠡᠴᠡ ᠰᠢᠭᠦᠯᠳᠠ ᠶᠢ ᠬᠦᠯᠢᠶᠡᠯᠭᠡᠪᠡ
ᠵᠠᠭᠠᠯᠳᠤᠭᠳᠠᠭᠴᠢ ᠬᠦᠮᠥᠨ ᠵᠢᠨ ᠤᠪᠤᠭᠳᠤ ᠂ ᠤᠤᠯ ᠤᠨ ᠨᠡᠷᠡ ᠴᠠ ᠤᠪᠤᠭᠳᠤ ᠂ ᠡᠮᠩᠲᠡᠢ᠂ 1978 ᠤᠨ ᠤ ** ᠰᠠᠷᠠ ᠶᠢᠨ** ᠦ ᠡᠳᠦᠷ ᠂ ᠰᠤᠶᠤᠯ ᠤᠨ ᠬᠡᠮᠵᠢᠶᠡ ᠪᠠᠭᠠ ᠰᠤᠷᠭᠠᠭᠤᠯᠢ 1529221978******** ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠯᠠᠱᠨ ᠪᠠᠷᠠᠭᠤᠨ ᠬᠤᠰᠢᠭᠤᠨ ᠤ ** ᠰᠤᠮᠤᠨ ᠤ ** ᠭᠠᠴᠠᠭᠠᠨ ᠤ ** ᠨᠣᠮᠧᠷ ᠂ ᠡᠳᠦᠭᠡ ᠰᠠᠭᠤᠭᠠ ᠭᠠᠵᠠᠷ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠯᠠᠱᠨ ᠪᠠᠷᠠᠭᠤᠨ ᠬᠤᠰᠢᠭᠤᠨ ᠤ ** ᠪᠠᠯᠭᠠᠰᠤᠨ ᠳᠦ ᠰᠠᠭᠤᠵᠤ ᠪᠠᠶᠢᠨᠠ ᠂ ᠠᠵᠢᠯ ᠲᠦᠷᠦᠯ᠄ ᠂ ᠲᠦᠷᠦᠭᠦᠦ ᠰᠢᠢᠳᠭᠡᠯ ᠦᠭᠡᠢ 2020 3 12 ᠰᠡᠵᠢᠭᠯᠡᠭᠳᠡᠵᠦ ᠠᠯᠠᠱᠠ ᠪᠠᠷᠠᠭᠤᠨ ᠬᠤᠰᠢᠭᠤᠨ ᠲᠤᠳᠤᠭᠠᠳᠤ ᠶᠢ ᠬᠠᠮᠠᠭᠠᠯᠠᠬᠤ ᠲᠤᠪᠴᠢᠶᠡ ᠡᠴᠡ ᠰᠢᠭᠦᠯᠳᠠ ᠶᠢ ᠬᠦᠯᠢᠶᠡᠯᠭᠡᠪᠡ 2020 7 22 ᠠᠯᠠᠱᠠ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠ ᠡᠴᠡ ᠰᠢᠭᠦᠯᠳᠠ ᠶᠢ ᠬᠦᠯᠢᠶᠡᠯᠭᠡᠪᠡ
ᠲᠤᠰ ᠬᠡᠷᠡᠭ ᠢ ᠠᠯᠠᠱᠨ ᠪᠠᠷᠠᠭᠤᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠠ ᠲᠤᠷᠰᠢᠨ ᠪᠠᠶᠢᠴᠠᠭᠠᠨ ᠲᠠᠭᠤᠰᠴᠤ ᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠶᠡᠯᠠ ᠬᠢᠭᠰᠡᠨ ᠪᠠᠷ ᠰᠡᠵᠢᠭᠯᠡᠭᠳᠡᠵᠦ ᠂ 2020 ᠤᠨ ᠤ 7 ᠰᠠᠷᠠ ᠶᠢᠨ 22 ᠤ ᠡᠳᠤᠷ ᠮᠠᠨ ᠤ ᠬᠤᠷᠢᠶᠠᠨ ᠳᠤ ᠬᠢᠨᠠᠨ ᠵᠠᠭᠠᠯᠳᠤᠭᠤᠯᠬᠤ ᠪᠠᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶᠠ ᠬᠦᠯᠢᠶᠡᠨ ᠠᠪᠤᠭᠰᠠᠨ ᠤ ᠲᠠᠷᠠᠭᠠ ᠂ 2020 ᠤᠨ ᠤ7 ᠰᠠᠷᠠ ᠶᠢᠨ 22 ᠤ ᠡᠳᠤᠷ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠳ᠋ᠦ ᠦᠮᠦᠭᠯᠡᠭᠴᠢ ᠨᠠᠶᠢᠳᠠᠬᠤ ᠡᠷᠬᠡ ᠲᠠᠢ ᠭᠡᠳᠡᠭ ᠢ ᠮᠡᠳᠡᠭᠳᠡᠵᠦ 2020 7 29 ᠪᠤᠳᠠᠳᠤ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠲᠦᠷᠭᠡᠨ
ᠬᠠᠤᠯᠢ ᠶᠤᠰᠤᠭᠠᠷ ᠬᠢᠨᠠᠨ ᠪᠠᠶᠢᠴᠠᠭᠠᠵᠦ ᠲᠤᠳᠤᠯᠠᠭᠰᠠᠨ ᠨᠢ ᠄ 2020 ᠤᠨ ᠤ1 ᠰᠠᠶᠠ 27 ᠤ ᠡᠳᠦᠷ᠂ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠪᠠᠨ ᠮᠦᠩᠭᠦᠨ ᠰᠡᠷᠡᠯ ᠦᠩᠭᠡᠲᠡᠢ ᠵᠢᠶ᠋ᠸ ᠳ᠋ᠠ ᠲᠡᠮᠲᠡᠭᠲᠦ ᠮᠠᠰᠢᠨ ᠲᠡᠷᠭᠡ ︵蒙M****9) ᠪᠠᠨ ᠵᠢᠯᠤᠭᠤᠳᠴᠤ ** ᠪᠠᠯᠭᠠᠰᠤᠨ ᠤ ᠭᠡᠷ ᠡᠴᠡ ᠪᠠᠨ ᠭᠠᠷᠴᠦ ᠠᠯᠠᠱᠠ ᠪᠠᠷᠠᠭᠤᠨ ᠬᠤᠰᠢᠭᠤᠨ ᠤ ** ᠰᠤᠮᠤ ᠵᠦᠭ ᠵᠠᠮ ᠳᠠᠭᠠᠵᠤ ᠤᠮᠳᠠᠭᠠᠨ ᠤ ᠯᠤᠩᠬᠤ ᠲᠡᠭᠦᠵᠦ ᠶᠠᠪᠤᠬᠤ ᠵᠠᠮ ᠳᠠᠭᠠᠨ ᠂ ᠬᠦᠮᠦᠨ ᠰᠦᠨ ᠤᠪᠤᠭᠳᠤ ᠬᠤᠤᠷᠯᠠᠭᠳᠠᠭᠴᠢ ᠪᠠᠲᠦ ᠤᠪᠤᠭᠳᠤ ᠶᠢᠨ ᠭᠡᠷ ᠲᠦ ᠬᠦᠮᠦᠨ ᠦᠭᠡᠢ ᠪᠠᠶᠢᠬᠤ ᠶᠢ ᠮᠡᠳᠡᠵᠦ ᠪᠠᠶᠢᠬᠤ ᠪᠠᠶᠢᠳᠠᠯ ᠳᠤᠤᠷᠠ᠂ ** ᠰᠤᠮᠤᠨ ᠡᠴᠡ ᠬᠤᠯᠠ ᠦᠭᠡᠢ ᠪᠠᠲᠦ ᠤᠪᠤᠭᠳᠤ ᠶᠢᠨ ᠭᠡᠷ ᠲᠦ ᠤᠴᠢᠵᠤ ᠬᠤᠶᠠᠭᠤᠯᠠ ᠭᠠᠤᠯᠢᠨ ᠪᠤᠷᠪᠢ᠂ ᠭᠠᠯ ᠤᠨ ᠲᠤᠯᠭᠠ ᠵᠡᠷᠭᠡ ᠦᠨᠳᠦᠰᠦᠲᠡᠨ ᠦ ᠬᠡᠷᠡᠭᠰᠡᠯ ᠠᠪᠬᠤ ᠶᠢ ᠳᠤᠷᠠᠳᠴᠤ᠂ ᠦᠳᠡ ᠶᠢᠨ ᠬᠤᠶᠢᠨᠠ ᠶᠢᠨ 3 ᠴᠠᠭ ᠤᠨ ᠦᠶᠡ ᠪᠡᠷ ᠪᠠᠲᠦ ᠤᠪᠤᠭᠳᠤ ᠶᠢᠨ ᠭᠡᠷ ᠲᠦ ᠬᠦᠷᠴᠦ᠂ ᠪᠠᠲᠦ ᠤᠪᠤᠭᠳᠤ ᠶᠢᠨ ᠭᠡᠷ ᠦᠨ ᠬᠦᠷᠢᠶᠡᠨ ᠳ᠋ᠠᠬᠢ ᠲᠡᠷᠭᠡᠨ ᠰᠠᠷᠠᠪᠴᠢ ᠶᠢᠨ ᠳᠤᠤᠷᠠ ᠲᠠᠯᠪᠢᠵᠦ ᠪᠠᠶᠢᠭᠰᠠᠨ ᠬᠤᠶᠠᠷ ᠭᠠᠯ ᠤᠨ ᠲᠤᠯᠭᠠ ᠶᠢ ᠠᠪᠴᠤ ᠲᠡᠷᠭᠡᠨ ᠦ ᠠᠷᠤ ᠬᠠᠶᠢᠷᠴᠠᠭ ᠳ᠋ᠦ ᠬᠢᠵᠦ ᠲᠠᠯᠪᠢᠪᠠ ᠃ ᠳᠠᠬᠢᠨ ᠪᠠᠲᠦ ᠤᠪᠤᠭᠳᠤ ᠶᠢᠨ ᠭᠡᠷ ᠦᠨ ᠡᠮᠦᠨᠡ ᠲᠠᠯᠠ ᠶᠢᠨ ᠮᠤᠩᠭᠤᠯ ᠭᠡᠷ ᠦᠨ ᠡᠭᠦᠳᠡᠨ ᠳ᠋ᠠᠬᠢ ᠡᠯᠭᠦᠳᠡᠭ ᠤᠨᠢᠰᠤ ᠶᠢ ᠬᠦᠵᠢᠨ ᠨᠡᠬᠡᠬᠡᠵᠦ ᠂ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠮᠤᠩᠭᠤᠯ ᠭᠡᠷ ᠦᠨ ᠳᠤᠲᠤᠷᠠ ᠤᠷᠤᠵᠤ᠂ ᠪᠠᠷᠠᠭᠤᠨ ᠲᠠᠯᠠ ᠶᠢᠨ ᠢᠰᠡᠭᠡᠢ ᠳᠡᠭᠡᠷᠡ ᠲᠠᠯᠪᠢᠵᠤ ᠪᠠᠶᠢᠭᠰᠠᠨ ᠨᠢᠭᠡ ᠭᠠᠤᠯᠢᠨ ᠪᠦᠷᠪᠢ᠂ ᠨᠢᠭᠡ ᠭᠠᠤᠯᠢᠨ ᠰᠠᠭᠤᠯᠭᠠ᠂ ᠨᠢᠭᠡ ᠭᠠᠤᠯᠢᠨ ᠲᠠᠪᠠᠭ ᠢ ᠠᠪᠴᠤ ᠭᠠᠷᠭᠠᠨ ᠂ ᠲᠡᠷᠭᠡᠨ ᠦ ᠠᠷᠤ ᠬᠠᠶᠢᠷᠴᠠᠭ ᠳ᠋ᠦ ᠬᠢᠵᠦ ᠲᠠᠯᠪᠢᠭᠠᠳ᠂ ᠪᠠᠲᠦ ᠤᠪᠤᠭᠳᠤ ᠶᠢᠨ ᠭᠡᠷ ᠦᠨ ᠡᠭᠦᠳᠡᠨ ᠳ᠋ᠠᠬᠢ ᠤᠨᠢᠰᠤ ᠶᠢ ᠪᠦᠰ ᠢᠶᠡᠷ ᠪᠤᠭᠤᠵᠦ ᠡᠯᠭᠦᠭᠡᠳ᠂ ᠬᠤᠶᠠᠭᠤᠯᠠ ᠪᠠᠨ ᠲᠡᠷᠭᠡ ᠪᠠᠨ ᠵᠢᠯᠤᠭᠤᠳᠴᠤ ᠭᠡᠷ ᠲᠦ ᠪᠠᠨ ᠬᠠᠷᠢᠪᠠ᠃ ᠬᠤᠯᠠᠭᠠᠶᠢᠯᠠᠵᠤ ᠠᠪᠴᠢᠷᠠᠭᠰᠠᠨ ᠶᠠᠭᠤᠮᠠ ᠪᠠᠨ ᠭᠡᠷ ᠤᠨ ᠢᠶᠠᠨ ᠡᠭᠦᠳᠡᠨ ᠭᠡᠷ ᠲᠦ ᠨᠢᠭᠤᠵᠤ ᠲᠠᠯᠪᠢᠪᠠ᠃ 2020 ᠤᠨ ᠤ 3 ᠰᠠᠷᠠ ᠳ᠋ᠦ ᠬᠦᠮᠦᠨ ᠰᠦᠨ ᠤᠪᠤᠭᠳᠤ ᠂ ᠪᠠᠲᠦ ᠤᠪᠤᠭᠳᠤ ᠶᠢᠨ ᠭᠡᠷ ᠡᠴᠡ ᠬᠤᠯᠠᠭᠠᠶᠢᠯᠠᠵᠤ ᠠᠪᠴᠢᠷᠠᠭᠰᠠᠨ ᠬᠤᠶᠠᠷ ᠭᠠᠯ ᠤᠨ ᠲᠤᠯᠭᠠ᠂ ᠨᠢᠭᠡ ᠭᠠᠤᠯᠢᠨ ᠪᠦᠷᠪᠢ᠂ ᠨᠢᠭᠡ ᠭᠠᠤᠯᠢᠨ ᠰᠠᠭᠤᠯᠭᠠ ᠪᠠᠨ ᠠᠪᠴᠤ ᠠᠯᠠᠱᠠ ᠵᠡᠭᠦᠨ ᠬᠤᠰᠢᠭᠤᠨ ᠤ ᠪᠠᠶᠠᠨᠨᠢᠷᠤᠭᠤᠨ ᠰᠤᠮᠤᠨ ᠤ ᠲᠤᠯᠢ ᠭᠠᠴᠠᠭᠠᠨ ᠤ ᠮᠠᠯᠴᠢᠨ ᠪᠠ ᠭᠠ ᠤᠪᠤᠭᠳᠤ ᠲᠤ ᠠᠪᠴᠤ ᠤᠴᠢᠵᠤ ᠬᠤᠳᠠᠯᠳᠤᠪᠠ᠂ ᠬᠤᠶᠠᠷ ᠭᠠᠯ ᠤᠨ ᠲᠤᠯᠭᠠ ᠶᠢ 600 ᠲᠦᠭᠦᠷᠢᠭ ︵ ᠲᠤᠯᠭᠠ ᠨᠢᠭᠡᠪᠦᠷᠢ ᠶᠢ 300 ᠲᠦᠭᠦᠷᠢᠭ︶᠂ ᠨᠢᠭᠡ ᠭᠠᠤᠯᠢᠨ ᠪᠦᠷᠪᠢ ᠶᠢ 500 ᠲᠦᠭᠦᠷᠢᠭ᠂ ᠨᠢᠭᠡ ᠭᠠᠤᠯᠢᠨ ᠰᠠᠭᠤᠯᠭᠠ ᠶᠢ 300 ᠲᠦᠭᠦᠷᠢᠭ ᠢᠶᠠᠷ ᠬᠤᠳᠠᠯᠳᠤᠵᠤ᠂ ᠨᠡᠶᠢᠲᠡ 1400 ᠲᠦᠭᠦᠷᠢᠭ ᠠᠷᠠᠳ ᠤᠨ ᠵᠤᠭᠤᠰ ᠤᠯᠪᠠ ᠃ ᠨᠢᠭᠡ ᠭᠠᠤᠯᠢᠨ ᠲᠠᠪᠠᠭ ᠶᠢ ᠪᠠᠶᠠᠨᠬᠤᠲᠠ ᠪᠠᠯᠭᠠᠰᠤᠨ ᠤ ᠠᠷᠠᠳ ᠾᠧ ᠤᠪᠤᠭᠳᠤ ᠳ᠋ᠦ 700 ᠲᠦᠭᠦᠷᠢᠭ ᠤᠨ ᠦᠨᠡ ᠪᠡᠷ ᠬᠤᠳᠠᠯᠳᠤᠨ ᠦᠭᠪᠡ᠃
2020 ᠤᠨ ᠤ 3 ᠰᠠᠶᠠ11 ᠤ ᠡᠳᠦᠷ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠪᠠᠨ ᠠᠯᠠᠱᠠ ᠪᠠᠷᠠᠭᠤᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠳ᠋ᠦ ᠪᠠᠷᠢᠪᠴᠢᠯᠠᠭᠳᠠᠵᠤ᠂ ᠬᠤᠶᠠᠭᠤᠯᠠ ᠦᠪᠡᠷ ᠦᠨ ᠬᠢᠭᠰᠡᠨ ᠶᠠᠯᠠᠲᠤ ᠠᠵᠢᠯᠯᠠᠭᠠ ᠪᠠᠨ ᠨᠢᠭᠤᠯᠲᠠ ᠦᠭᠡᠢ ᠦᠴᠢᠭᠯᠡᠪᠡ ᠃
ᠠᠯᠠᠱᠠ ᠪᠠᠷᠠᠭᠤᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠡ ᠂ ᠬᠦᠮᠦᠨ ᠰᠦᠨ ᠤᠪᠤᠭᠳᠤ ᠵᠢᠨ ᠤᠪᠤᠭᠳᠤ ᠶᠢᠨ ᠬᠤᠯᠠᠭᠠᠶᠢᠯᠠᠭᠰᠠᠨ ᠪᠤᠳᠠᠰ ᠲᠦ ᠦᠨᠡ ᠬᠠᠩᠰᠢ ᠶᠢᠨ ᠬᠢᠨᠠᠨ ᠲᠣᠭᠲᠠᠭᠠᠯᠲᠠ ᠬᠢᠭᠰᠡᠨ ᠮᠦᠷᠲᠡᠭᠡᠨ ᠬᠢᠨᠠᠨ ᠲᠤᠭᠲᠠᠭᠠᠯᠲᠠ ᠶᠢᠨ ᠰᠠᠨᠠᠯ ᠨᠢ᠄ ᠦᠨᠡ ᠬᠠᠩᠰᠢ ᠶᠢ ᠮᠠᠭᠠᠳᠯᠠᠨ ᠲᠤᠭᠲᠠᠭᠠᠬᠤ ᠪᠤᠳᠠᠰ ᠤᠨ ᠦᠨᠡ ᠬᠠᠩᠰᠢ ᠶᠢ ᠮᠠᠭᠠᠳᠯᠠᠨ ᠲᠤᠭᠲᠠᠭᠠᠬᠤ ᠪᠠᠷᠢᠮᠵᠢᠶᠠᠲᠤ ᠡᠳᠦᠷ ᠦᠨ ᠵᠠᠬᠠ ᠳᠡᠯᠭᠡᠭᠦᠷ ᠦᠨ ᠦᠨᠡ ᠬᠠᠩᠰᠢ ᠨᠢ᠄ ᠭᠠᠤᠯᠢᠨ ᠲᠠᠪᠠᠭ 867 ᠲᠦᠭᠦᠷᠢᠭ/ ᠨᠢᠭᠡᠪᠦᠷᠢ᠂ ᠭᠠᠤᠯᠢᠨ ᠪᠦᠷᠪᠢ 500 ᠲᠦᠭᠦᠷᠢᠭ/ ᠨᠢᠭᠡᠪᠦᠷᠢ᠂ ᠭᠠᠤᠯᠢᠨ ᠰᠠᠭᠤᠯᠭᠠ 267 ᠲᠦᠭᠦᠷᠢᠭ/ ᠨᠢᠭᠡᠪᠦᠷᠢ᠂ ᠬᠤᠶᠠᠷ ᠭᠠᠯ ᠤᠨ ᠲᠤᠯᠭᠠ 47ᠲᠦᠭᠦᠷᠢᠭ/ ᠨᠢᠭᠡᠪᠦᠷᠢ︵ ᠰᠢᠨᠡ︶ ᠪᠤᠯᠤᠨ13 ᠲᠦᠭᠦᠷᠢᠭ/ ᠨᠢᠭᠡᠪᠦᠷᠢ︵ ᠬᠠᠭᠤᠴᠢᠨ︶ ᠂ ᠨᠡᠶᠢᠲᠡ ᠨᠢᠭᠡ ᠮᠢᠩᠭᠠ ᠵᠢᠷᠭᠤᠭᠠᠨ ᠵᠠᠭᠤ ᠶᠢᠷᠡᠨ ᠳᠦᠷᠪᠡᠨ ᠲᠦᠭᠦᠷᠢᠭ〔1694.00 ᠲᠦᠭᠦᠷᠢᠭ〕 ᠪᠤᠯᠠᠬᠤ ᠶᠢ ᠨᠤᠲᠠᠯᠠᠪᠠ᠃
ᠠᠯᠠᠱᠠ ᠪᠠᠷᠠᠭᠤᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠦ ᠪᠤᠳᠠᠰ ᠤᠨ ᠭᠡᠷᠡᠴᠢ ᠶᠢ ᠰᠢᠯᠭᠠᠨ ᠲᠤᠭᠳᠠᠭᠠᠬᠤ ᠲᠠᠰᠤᠭ ᠡᠴᠡ ᠲᠤᠬᠠᠢ ᠶᠢᠨ ᠲᠠᠯᠠᠪᠤᠷ ᠡᠴᠡ ᠠᠪᠤᠭᠰᠠᠨ ᠱᠠᠬᠠᠢ ᠶᠢᠨ ᠤᠯᠠ ᠮᠦᠷ ᠪᠤᠯᠤᠨ ᠬᠦᠮᠦᠨ ᠰᠦᠨ ᠤᠪᠤᠭᠳᠤ ᠵᠢᠨ ᠤᠪᠤᠭᠳᠤ ᠶᠢᠨ ᠵᠡᠭᠦᠨ ᠬᠦᠯ ᠳ᠋ᠦ ᠡᠮᠦᠰᠦᠭᠰᠡᠨ ᠱᠠᠬᠠᠢ ᠶᠢᠨ ᠤᠯᠠ ᠮᠦᠷ ᠲᠦ ᠬᠢᠨᠠᠨ ᠬᠢᠭᠰᠡᠨ ᠳ᠋ᠦ ᠬᠢᠨᠠᠨ ᠶᠢᠨ ᠰᠠᠨᠠᠯ ᠨᠢ᠄ ᠠᠳᠠᠯᠢ ᠨᠢᠭᠡ ᠲᠦᠷᠦᠯ ᠦᠨ ᠱᠠᠬᠠᠢ ᠶᠢᠨ ᠦᠯᠡᠳᠡᠭᠰᠡᠨ ᠤᠯᠠ ᠮᠦᠷ ᠪᠤᠯᠠᠬᠤ ᠶᠢ ᠨᠤᠲᠠᠯᠠᠪᠠ ᠃
ᠲᠡᠭᠡᠷᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠨᠢ ᠲᠤᠤᠷᠠᠬᠢ ᠮᠡᠳᠦ ᠄
ᠨᠢᠭᠡ᠂ ᠪᠤᠳᠠᠰ ᠤᠨ ᠭᠡᠷᠡᠴᠢ︔ ᠬᠤᠶᠠᠷ ᠂ ᠪᠢᠴᠢᠭ ᠦᠨ ᠭᠡᠷᠡᠴᠢ ︔ ᠭᠤᠷᠪᠠ ᠂ ᠭᠡᠷᠡᠴᠢᠯᠡᠭᠴᠢ ᠶᠢᠨ ᠭᠡᠷᠡᠴᠢ ᠦᠭᠡ︔ ᠲᠦᠷᠪᠡ᠂ ᠬᠤᠤᠷᠯᠠᠭᠳᠠᠭᠴᠢ ᠶᠢᠨ ᠲᠤᠭᠠᠴᠢᠯᠳᠠ︔ ᠲᠠᠪᠤ ᠂ ᠵᠠᠭᠠᠯᠳᠤᠭᠳᠠᠭᠴᠢ ᠬᠦᠮᠥᠨ ᠤ ᠦᠴᠢᠭᠯᠡᠯᠳᠡ ᠪᠠ ᠵᠦᠪᠳᠡᠭᠡᠯᠳᠡ︔ ᠵᠢᠷᠭᠤᠭᠠ᠂ ᠰᠢᠯᠭᠠᠨ ᠲᠤᠭᠳᠠᠭᠠᠯᠳᠠ ᠶᠢᠨ ᠰᠠᠨᠠᠯ ︔ ᠲᠤᠯᠤᠭᠠ᠂ ᠨᠡᠩᠵᠢᠯᠳᠠ ᠬᠢᠬᠦ᠂ ᠢᠯᠭᠠᠨ ᠲᠠᠨᠢᠭᠤᠯᠬᠤ᠂ ᠭᠠᠷᠭᠠᠨ ᠠᠪᠬᠤ᠂ ᠲᠤᠬᠠᠢ ᠶᠢᠨ ᠭᠠᠵᠠᠷ ᠤᠨ ᠬᠠᠶᠢᠨ ᠰᠢᠯᠭᠠᠯᠲᠠ ᠶᠢᠨ ᠲᠡᠮᠲᠡᠭᠯᠡᠯ ᠵᠡᠷᠭᠡ ᠲᠡᠮᠳᠡᠭᠯᠡᠯ ᠂ ᠨᠠᠢᠮᠠ᠂ ᠦᠵᠠᠵᠦ ᠰᠤᠨᠤᠰᠬᠤ ᠮᠡᠲᠸᠷᠢᠶᠡᠯ ᠵᠡᠷᠭᠡ ᠭᠡᠷᠡᠴᠢ ᠪᠣᠢ ᠃
ᠲᠡᠭᠡᠷᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠶᠢᠨ ᠢᠷᠡᠯᠲᠡ ᠨᠢ ᠬᠠᠤᠯᠢ ᠶᠤᠰᠤᠨ ᠳᠤ ᠨᠡᠶᠢᠴᠡᠵᠦ᠂ ᠲᠤᠰ ᠶᠠᠯᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠤᠲᠠᠲᠠᠢ ᠪᠦᠷᠢᠨ ᠭᠦᠢᠴᠡᠳ ᠪᠠᠶᠢᠵᠤ ᠬᠦᠮᠦᠨ ᠰᠦᠨ ᠤᠪᠤᠭᠳᠤ ᠵᠢᠨ ᠤᠪᠤᠭᠳᠤ ᠶᠠᠯᠠ ᠶᠢᠨ ᠪᠤᠳᠠᠳᠤ ᠶᠠᠪᠤᠳᠠᠯ ᠪᠤᠯᠤᠨ ᠭᠡᠷᠡᠴᠢ ᠪᠠᠷᠢᠮᠳᠠ ᠳ᠋ᠦ ᠰᠠᠨᠠᠯ ᠦᠭᠡᠢ᠂ ᠰᠠᠶᠢᠨ ᠲᠤᠷᠡ ᠠᠴᠠ ᠪᠠᠨ ᠂ ᠬᠦᠯᠢᠶᠡᠪᠡ᠃
ᠲᠤᠰ ᠬᠤᠷᠢᠶᠠᠨ ᠤ ᠦᠵᠡᠬᠦ ᠪᠡᠷ᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠬᠠᠤᠯᠢ ᠪᠤᠰᠤ ᠪᠠᠷ ᠡᠵᠡᠯᠡᠬᠦ ᠵᠤᠷᠢᠯᠭᠠ ᠪᠠᠷ ᠪᠤᠰᠤᠳ ᠤᠨ ᠡᠳ᠋ ᠪᠤᠳᠠᠰ ᠢ ᠬᠤᠯᠠᠭᠠᠶᠢᠯᠠᠵᠦ ᠂ ᠬᠤᠯᠠᠭᠠᠶᠢᠯᠠᠭᠰᠠᠨ ᠡᠳ᠋ ᠪᠤᠳᠠᠰ ᠤᠨ ᠦᠨᠡ ᠦᠷᠳᠡᠭ ᠨᠢ1694.00 ᠲᠦᠭᠦᠷᠢᠭ ᠪᠠᠶᠢᠵᠤ᠂ ᠵᠤᠭᠤᠰᠤᠨ ᠤ ᠲᠤᠭᠠ ᠨᠢ ᠨᠠᠯᠢᠶᠡᠳ ᠶᠡᠬᠡ ᠂ ᠦᠢᠯᠡ ᠠᠵᠢᠯᠯᠠᠭᠠ ᠨᠢ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠶᠠᠷ ᠵᠠᠭᠤ ᠵᠢᠷᠡᠨ ᠲᠦᠷᠪᠡᠳᠤᠭᠡᠷ ᠵᠤᠷᠪᠤᠰ ᠤᠨ ᠲᠤᠭᠳᠠᠭᠠᠯ ᠳ᠋ᠥ ᠬᠠᠯᠳᠠᠵᠦ ᠂ ᠶᠠᠯᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠤᠲᠠᠲᠠᠢ ᠪᠦᠷᠢᠨ ᠭᠦᠢᠴᠡᠳ ᠪᠠᠶᠢᠵᠦ᠂ ᠶᠡᠯᠠ ᠪᠠᠷ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠶᠢᠨ ᠡᠷᠡᠭᠦᠦ ᠶᠢᠨ ᠬᠠᠷᠢᠭᠤᠴᠠᠯᠭᠠ ᠶᠢ ᠨᠡᠬᠡᠮᠵᠢᠯᠡᠪᠡᠯ ᠵᠤᠬᠢᠨᠠ᠃ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠶᠢᠨ ᠦᠢᠯᠡ ᠠᠵᠢᠯᠯᠠᠭᠠ ᠨᠢ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠷᠢᠨ ᠲᠠᠪᠤᠳᠤᠭᠠᠷ ᠵᠤᠷᠪᠤᠰ ᠤᠨ ᠲᠣᠭᠲᠠᠭᠠᠯ ᠳ᠋ᠦ ᠬᠠᠯᠳᠠᠵᠤ ᠬᠠᠮᠲᠤᠯᠢᠭ ᠶᠠᠯᠠ ᠬᠡᠷᠡᠭ ᠳ᠋ᠦ ᠪᠠᠭᠲᠠᠨᠠ᠃ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠬᠡᠷᠡᠭ ᠢ ᠲᠤᠷᠰᠢᠨ ᠪᠠᠶᠢᠴᠠᠭᠠᠬᠤ ᠶᠠᠪᠤᠴᠠ ᠳᠤ᠂ ᠦᠪᠡᠷ ᠦᠨ ᠶᠠᠯᠠ ᠪᠠᠨ ᠦᠨᠡᠨ ᠪᠤᠳᠠᠳᠠᠢ ᠪᠠᠷ ᠦᠴᠢᠭᠯᠡᠵᠦ ᠂ ᠶᠠᠯᠠ ᠪᠠᠨ ᠮᠡᠳᠡᠷᠡᠵᠦ ᠲᠤᠷᠭᠠᠭᠤᠯᠢ ᠶᠢ ᠬᠦᠯᠢᠶᠡᠭᠰᠡᠨ ᠡᠴᠡ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠵᠢᠷᠡᠨ ᠲᠤᠯᠤᠳᠤᠭᠠᠷ ᠵᠦᠢᠯ ᠦᠨ ᠭᠤᠷᠪᠠᠳᠤᠭᠠᠷ ᠵᠤᠷᠪᠤᠰ ᠤᠨ ᠲᠤᠭᠳᠠᠭᠠᠯ ᠢ ᠦᠨᠳᠤᠰᠤᠯᠡᠨ᠂ ᠬᠦᠩᠭᠡᠨ ᠢᠶᠡᠷ ᠰᠢᠢᠳᠬᠡᠵᠦ ᠪᠤᠯᠤᠨᠡ᠃ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠭᠦᠦ ᠶᠢᠨ ᠵᠠᠷᠭᠤ ᠶᠢᠨ ᠬᠠᠤᠯᠢ︾ ᠶᠢᠨ ᠵᠠᠭᠤ ᠲᠠᠯᠠᠨ ᠵᠢᠷᠭᠤᠳᠤᠭᠠᠷ ᠵᠦᠢᠯ ᠦᠨ ᠲᠤᠭᠳᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭᠠ ᠭᠠᠷᠭᠠᠪᠠ ᠃ ᠬᠠᠤᠯᠢ ᠶᠤᠰᠤᠭᠠᠷ ᠰᠢᠢᠳᠬᠡᠬᠦ ᠪᠤᠯᠪᠠᠤ ᠃
ᠡᠭᠦᠨ ᠦ ᠲᠤᠯᠠ
ᠠᠯᠠᠱᠨ ᠪᠠᠷᠠᠭᠤᠨ ᠬᠤᠰᠢᠭᠤᠨ ᠤ ᠠᠷᠠᠳ ᠤᠨ ᠰᠢᠬᠦᠬᠦ ᠬᠤᠷᠢᠶᠠ ᠳᠤ
ᠪᠠᠶᠢᠴᠠᠭᠠᠬᠤ ᠲᠤᠰᠢᠶᠠᠯᠲᠠᠨ ᠄ ᠭᠡᠷᠡᠯ
2020 ᠤᠨ ᠣ 7 ᠰᠠᠷᠠ ᠶᠢᠨ29 ᠣ ᠡᠳᠦᠷ
ᠲᠠᠭᠠᠯᠳᠤᠭᠤᠯᠤᠯ ᠄
1᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠪᠠᠳᠤᠯᠠᠭᠠ ᠠᠪᠴᠤ ᠰᠢᠭᠦᠯᠳᠡ ᠶᠢ ᠬᠦᠯᠢᠶᠡᠯᠭᠡᠪᠡ᠂ ᠤᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠯᠠᠱᠨ ᠪᠠᠷᠠᠭᠤᠨ ᠬᠤᠰᠢᠭᠤᠨ ᠤ ** ᠪᠠᠯᠭᠠᠰᠤᠨ ᠳᠤ ᠰᠠᠭᠤᠵᠤ ᠪᠠᠶᠢᠨᠠ᠃
2 ᠂ ᠬᠡᠷᠡᠭ ᠦᠨ ᠡᠪᠬᠡᠮᠡᠯ ᠦᠨ ᠮᠠᠲᠸᠷᠢᠶᠠᠯ ᠪᠤᠯᠤᠨ ᠭᠡᠷᠡᠴᠢ ᠪᠠᠷᠢᠮᠳᠠ ᠬᠤᠶᠠᠷ ᠲᠡᠪᠳᠡᠷ ᠃
3 ᠂ ᠡᠷᠡᠭᠦᠦ ᠣᠨᠣᠭᠳᠠᠭᠤᠯᠬᠤ ᠰᠠᠨᠠᠭᠤᠯᠭᠠ ᠶᠢᠨ ᠪᠢᠴᠢᠭ ᠨᠢᠭᠡ ᠬᠤᠪᠢ᠃
4 ᠂ ᠰᠢᠢᠳᠬᠡᠯ ᠰᠢᠢᠳᠬᠡᠬᠦ ᠪᠠ ᠰᠢᠢᠳᠬᠡᠯ
ᠲᠤᠰᠪᠦᠷᠢ ᠨᠢᠭᠡ ᠬᠤᠪᠢ᠃
5᠂ ᠳᠥᠭᠥᠮ ᠵᠢᠷᠤᠮ ᠢ ᠲᠣᠬᠢᠷᠠᠭᠤᠯᠤᠨ ᠬᠡᠷᠡᠭᠯᠡᠬᠦ ᠰᠠᠨᠠᠭᠤᠯᠭᠠ ᠶᠢᠨ ᠪᠢᠴᠢᠭ ᠨᠢᠭᠡ ᠬᠤᠪᠢ᠃
6᠂ ᠬᠦᠯᠢᠶᠡᠨ ᠠᠪᠤᠭᠰᠠᠨ ᠪᠠᠷᠢᠮᠲᠠ ᠨᠢᠭᠡ ᠬᠤᠪᠢ᠃
7᠂ ᠬᠡᠯᠡᠯᠴᠡᠭᠡᠷ ᠦᠨ ᠪᠢᠴᠢᠭ ᠨᠢᠭᠡ ᠬᠤᠪᠢ᠃
评论
成为第一个评论者
发表评论
评论