阿巴嘎旗人民检察院
起 诉 书
阿检一部刑诉〔2020〕12号
ᠣ ** 1978 ** ** 1523231978****** ᠡᠷᠦᠬᠡ ᠠᠮᠠ ᠪᠠᠶᠢᠭᠠ ᠭᠠᠵᠠᠷ᠄ ᠦᠪᠦᠷ ᠮᠤᠩᠭᠤᠯ ᠤᠨ ᠲᠦᠩᠯᠢᠶᠣᠣ ᠬᠣᠲᠠ ᠶᠢᠨ ᠬᠣᠷᠴᠢᠨ ᠵᠡᠭᠦᠨ ᠭᠠᠷᠤᠨ ᠬᠣᠶᠢᠲᠤ ᠬᠣᠰᠢᠭᠤ᠂ ᠪᠡᠯᠭᠦᠳᠡᠢ ᠪᠠᠯᠭᠠᠰᠤᠨ ᠤ ** ᠶᠢᠨ ᠪᠠᠶᠢᠰᠢᠩ ᠢ ᠳᠦᠷᠢᠶᠡᠰᠦᠯᠡᠨ ᠃ ᠶᠠᠯᠠᠯᠠᠭᠳᠠᠵᠤ ᠦᠩᠭᠡᠷᠡᠭᠰᠡᠨ ᠦᠭᠡᠢ᠃ 2020 ᠣᠨ ᠤ 6 ᠰᠠᠷᠠ ᠶᠢᠨ11 ᠤ ᠡᠳᠦᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳᠤ ᠵᠠᠰᠠᠭ ᠵᠠᠬᠢᠷᠭᠠᠨ ᠤ ᠬᠣᠷᠢᠯᠲᠠ ᠪᠠᠷ ᠠᠷᠪᠠᠨ ᠲᠠᠪᠤᠨ ᠡᠳᠦᠷ ᠬᠣᠷᠢᠭᠳᠠᠵᠤ᠂ 2020 ᠣᠨ ᠤ 6 ᠰᠠᠷᠠ ᠶᠢᠨ 26 ᠦ ᠡᠳᠦᠷ ᠠᠶᠤᠯᠲᠠᠢ ᠵᠢᠯᠤᠭᠤᠳᠤᠭᠰᠠᠨ ᠬᠡᠷᠡᠭ ᠦᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠣᠷᠢᠯᠲᠠ ᠪᠠᠷ ᠬᠣᠷᠢᠭᠳᠠᠪᠠ᠃
ᠲᠤᠰ ᠬᠡᠷᠡᠭ ᠢ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠷᠰᠢᠨ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠣ ** ᠢ ᠠᠶᠤᠯᠲᠠᠢ ᠵᠢᠯᠤᠭᠤᠳᠤᠭᠰᠠᠨ ᠶᠠᠯᠠ ᠶᠢᠨ ᠰᠡᠵᠢᠭᠯᠡᠯ ᠢᠶᠡᠷ ᠂ 2020 ᠣᠨ ᠤ 6 ᠰᠠᠷᠠ ᠶᠢᠨ 28 ᠦ ᠡᠳᠦᠷ ᠮᠠᠨ ᠤ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶᠠ ᠬᠡᠷᠡᠭ ᠢ ᠬᠦᠯᠢᠶᠡᠨ ᠠᠪᠤᠭᠰᠠᠨ ᠤ ᠳᠠᠷᠠᠭᠠ᠂ 6 ᠰᠠᠷᠠ ᠶᠢᠨ 29 ᠦ ᠡᠳᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠭᠡᠵᠤ ᠮᠡᠳᠡᠭᠳᠡᠬᠦ ᠶᠢᠨ ᠬᠠᠮᠲᠤ ᠶᠠᠯᠠ ᠪᠠᠨ ᠮᠡᠳᠡᠷᠡᠵᠤ ᠰᠢᠳᠭᠡᠯ ᠬᠦᠯᠢᠶᠡᠬᠦ ᠶᠢᠨ ᠬᠠᠤᠯᠢ ᠶᠢᠨ ᠦᠷᠡ ᠨᠦᠯᠦᠭᠡ ᠶᠢ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ ᠂ ᠵᠠᠭᠠᠯᠳᠤᠭᠳᠠᠭᠴᠢ ᠪᠠ ᠵᠢᠵᠢᠭᠦᠷᠯᠡᠭᠴᠢ ᠬᠠᠤᠯᠢᠴᠢ ᠶᠢᠨ ᠰᠠᠨᠠᠯ ᠢ ᠰᠣᠨᠤᠰᠴᠤ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ ᠃ ᠵᠠᠭᠠᠯᠳᠤᠭᠳᠠᠭᠴᠢ ᠣ ** ᠲᠦᠷᠭᠡᠨ ᠲᠠᠰᠤᠯᠬᠤ ᠵᠢᠷᠤᠮ ᠢ ᠬᠡᠷᠡᠭᠯᠡᠵᠤ ᠰᠢᠭᠦᠨ ᠲᠠᠰᠤᠯᠬᠤ ᠶᠢ ᠵᠦᠪᠰᠢᠶᠡᠷᠡᠪᠡ᠃
ᠬᠠᠤᠯᠢ ᠶᠣᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄ 2020 ᠣᠨ ᠤ 6 ᠰᠠᠷᠠ ᠶᠢᠨ 11 ᠦ ᠡᠳᠦᠷ ᠦᠨ 9 ᠴᠠᠭ 30 ᠮᠢᠨᠦ᠋ᠲ ᠦᠨ ᠦᠶᠡ ᠪᠡᠷ᠂ ᠣ ** ᠫᠠᠶᠢᠰᠠ ᠦᠭᠡᠢ ᠬᠣᠶᠠᠷ ᠬᠦᠷᠳᠦᠲᠦ ᠮᠣᠲ᠋ᠤᠷ ᠲᠡᠷᠭᠡ ᠤᠨᠤᠵᠤ ᠬᠣᠶᠢᠨᠠ ᠠᠴᠠ ᠡᠮᠦᠨᠡᠰᠢ ᠪᠡᠨ ᠶᠠᠪᠤᠵᠤ ** ᠪᠠᠯᠭᠠᠰᠤᠨ ᠤ ᠭᠣᠣᠯ ᠲᠣᠨᠤᠯᠵᠢᠨ ᠵᠠᠮ ᠬᠦᠷᠬᠦ ᠳᠦ ᠵᠢᠵᠢᠭᠦᠷᠯᠡᠵᠤ ᠪᠠᠶᠢᠭᠰᠠᠨ ᠵᠠᠮ ᠤᠨ ᠴᠠᠭᠳᠠᠭᠠ ᠳᠤ ᠪᠠᠶᠢᠴᠠᠭᠠᠭᠳᠠᠪᠠ᠃ ᠵᠠᠭᠠᠯᠳᠤᠭᠳᠠᠭᠴᠢ ᠤ ** ᠤᠨ ᠤᠨ ᠬᠡᠮᠵᠢᠶᠡ 214.66mg/100 ml ᠪᠠᠶᠢᠵᠤ᠂ ᠠᠷᠢᠬᠢᠨ ᠳᠤ ᠰᠣᠭᠲᠤᠭᠰᠠᠨ ᠳᠤ ᠲᠣᠭᠠᠴᠢᠭᠳᠠᠨᠠ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠵᠠᠭᠠᠯᠳᠤᠭᠳᠠᠭᠴᠢ ᠶᠢᠨ ᠪᠠᠷᠢᠭᠳᠠᠭᠰᠠᠨ ᠦᠩᠭᠡᠷᠡᠯᠲᠡ᠂ ᠡᠷᠦᠬᠡ ᠠᠮᠠ ᠶᠢᠨ ᠭᠡᠷᠡᠴᠢ᠂ ᠬᠡᠮᠵᠢᠶᠡᠨ ᠦ ᠭᠡᠷᠡᠴᠢ ᠪᠠ ᠰᠢᠳᠭᠡᠯ ᠢᠶᠡᠷ ᠰᠢᠳᠭᠡᠬᠦ ᠲᠤᠭᠲᠠᠭᠠᠯ ᠤᠨ ᠪᠢᠴᠢᠭ ᠵᠡᠷᠭᠡ ᠪᠢᠴᠢᠭ ᠦᠨ ᠭᠡᠷᠡᠴᠢ ︔ ᠴᠢᠰᠤᠨ ᠳ᠋ᠡᠬᠢ ᠪᠢᠴᠢᠭ ︔ ᠰᠡᠭᠦᠳᠡᠷ᠂ ᠳᠦᠷᠰᠦ ᠰᠢᠩᠭᠡᠭᠡᠯᠲᠡ ᠪᠠᠶᠢᠨᠠ᠃
ᠳᠡᠭᠡᠷᠡᠬᠢ ᠭᠡᠷᠡᠴᠢ ᠪᠠᠷᠢᠮᠳᠠ ᠶᠢ ᠴᠤᠭᠯᠠᠭᠤᠯᠤᠭᠰᠠᠨ ᠵᠢᠷᠤᠮ ᠨᠢ ᠬᠠᠤᠯᠢ ᠶᠢᠨ ᠲᠤᠭᠲᠠᠭᠠᠯ ᠳᠤ ᠨᠡᠶᠢᠴᠡᠵᠤ᠂ ᠠᠭᠤᠯᠭᠠ ᠨᠢ ᠪᠣᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠤ ᠳᠡᠶᠢᠯᠦᠨᠡ᠃ ᠵᠠᠭᠠᠯᠳᠤᠭᠳᠠᠭᠴᠢ ᠣ ** ᠵᠠᠭᠠᠯᠳᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠳᠠ ᠳᠦ ᠰᠠᠨᠠᠯ ᠦᠭᠡᠢ᠂ ᠰᠠᠶᠢᠨ ᠳᠤᠷᠠ ᠠᠴᠠ ᠪᠠᠨ ᠶᠠᠯᠠ ᠪᠠᠨ ᠮᠡᠳᠡᠷᠡᠵᠤ᠂ ᠰᠢᠳᠭᠡᠯ ᠬᠦᠯᠢᠶᠡᠨᠡ᠃
ᠣ ** ᠬᠠᠶᠢᠬᠤᠷᠬᠤ ᠦᠭᠡᠢ ᠰᠣᠭᠲᠤᠭᠤ ᠪᠠᠷ ᠵᠢᠷᠭᠤᠳᠤᠭᠠᠷ
ᠡᠭᠦᠨ ᠦ ᠲᠤᠯᠠ
ᠠᠪᠠᠭᠠ ᠬᠣᠰᠢᠭᠤᠨ ᠤ ᠠᠷᠠᠳ ᠤᠨ ᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨᠠ
2020 ᠤᠨ ᠤ 6 ᠰᠠᠷᠠ ᠶᠢᠨ 30 ᠤ ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠣ ** ᠣᠳᠤ ᠠᠪᠠᠭᠠ ᠬᠣᠰᠢᠭᠤᠨ ᠤ ᠰᠠᠬᠢᠨ ᠬᠠᠷᠠᠬᠤ ᠭᠠᠵᠠᠷ ᠳᠠᠷᠤᠭᠳᠠᠵᠤ ᠪᠣᠢ᠃
2. ᠬᠡᠷᠡᠭ ᠦᠨ ᠡᠪᠬᠡᠮᠡᠯ ᠬᠣᠶᠠᠷ ᠪᠣᠳᠢ᠂ ᠳᠦᠷᠰᠦ ᠰᠢᠩᠭᠡᠭᠡᠯᠲᠡ ᠨᠢᠭᠡ ᠬᠤᠪᠢ᠃
3. ᠶᠠᠯᠠ ᠪᠠᠨ ᠮᠡᠳᠡᠷᠡᠨ ᠰᠢᠳᠭᠡᠯ ᠬᠦᠯᠢᠶᠡᠵᠤ ᠭᠡᠮᠰᠢᠨ ᠤᠬᠠᠭᠠᠷᠠᠬᠤ ᠪᠠᠲᠤᠯᠠᠭᠠ ᠶᠢᠨ ᠪᠢᠴᠢᠭ ᠨᠢᠭᠡ ᠬᠤᠪᠢ᠃
4. ᠡᠷᠡᠭᠦᠦ ᠣᠨᠤᠭᠳᠠᠭᠤᠯᠬᠤ ᠰᠠᠨᠠᠭᠤᠯᠭᠠ ᠶᠢᠨ ᠪᠢᠴᠢᠭ ᠬᠣᠶᠠᠷ ᠬᠤᠪᠢ᠃
评论
成为第一个评论者
发表评论
评论